ᠰᠣᠨᠢᠨ ᠮᠡᠳᠡᠭᠡ

ᠨᠡᠩ ᠤᠯᠠᠨ
ᠮᠠᠨ ᠤ ᠲᠤᠬᠠᠢ

ᠵᠠᠷ ᠮᠡᠳᠡᠭᠳᠡᠯ

ᠨᠡᠩ ᠤᠯᠠᠨ

ᠱᠠᠩᠨᠠᠯ ᠤ᠋ᠨ ᠪᠠᠢᠳᠠᠯ

ᠨᠡᠩ ᠤᠯᠠᠨ

︽ᠡᠮᠦᠰᠭᠡᠯ ᠪᠡᠯᠡᠳᠭᠡᠬᠦ ᠶᠣᠰᠤᠨ︾ ᠲᠤᠯᠭᠠᠨ ᠤ ᠣᠴᠤᠭ ᠲᠤ ᠡᠯᠭᠦᠬᠦ ᠪᠤᠶᠤ ᠭᠠᠯ ᠲᠠᠬᠢᠯᠭ᠎ᠠ ᠳᠤ ᠬᠡᠷᠡᠭᠯᠡᠬᠦ ᠬᠥᠬᠡ᠂ ᠴᠠᠭᠠᠨ᠂ ᠰᠢᠷ᠎ᠠ᠂ ᠨᠣᠭᠤᠭᠠᠨ᠂ ᠤᠯᠠᠭᠠᠨ ᠲᠠᠪᠤᠨ ᠥᠩᠭᠡ ᠶᠢᠨ ᠪᠥᠰ ᠪᠤᠶᠤ ᠲᠣᠷᠭ᠎ᠠ ᠪᠠᠷ ᠬᠢᠭᠰᠡᠨ ᠡᠮᠦᠰᠭᠡᠯ ᠪᠡᠯᠡᠳᠭᠡᠳᠡᠭ ᠵᠠᠩᠰᠢᠯ ︖ ᠡᠮᠦᠰᠭᠡᠯ ᠢ ᠪᠠᠰᠠ ᠵᠠᠯᠮ᠎ᠠ ᠭᠡᠳᠡᠭ ︕ ᠪᠥᠬᠡ ᠮᠥᠷᠭᠦᠯ ᠦᠨ ᠲᠡᠭᠷᠢ ᠲᠠᠬᠢᠬᠤ ᠮᠠᠨᠳᠠᠯ ᠳᠠᠬᠢ ᠵᠠᠯᠮ᠎ᠠ ᠨᠢ ᠴᠠᠭᠠᠨ ᠥᠩᠭᠡ ᠲᠡᠢ ᠪᠥᠭᠡᠳ ᠬᠣᠨᠢᠨ ᠤ ᠨᠣᠣᠰᠤ᠂ ᠵᠡᠭᠡᠷ᠎ᠡ ᠪᠤᠶᠤ ᠢᠮᠠᠭᠠᠨ ᠠᠷᠠᠰᠤᠨ ᠲᠠᠰᠠᠮ᠎ᠠ᠂ ᠨᠠᠷᠢᠬᠠᠨ ᠵᠦᠰᠦᠭᠰᠡᠨ ᠴᠠᠭᠠᠨ ᠶᠣᠷᠤᠭ᠂ ᠲᠣᠷᠭᠠᠨ ᠥᠭᠡᠳᠡᠰᠦ ᠶᠢ ᠳᠠᠷᠠᠰᠤ᠂ ᠪᠤᠷᠭᠠᠰᠤᠨ ᠳᠤ ᠬᠠᠳᠭᠤᠨ ᠤᠶᠠᠵᠤ ᠵᠠᠯᠮ᠎ᠠ ᠬᠢᠳᠡᠭ᠃ ᠲᠠᠪᠤᠨ ᠥᠩᠭᠡ ᠶᠢᠨ ᠪᠥᠰ ᠪᠤᠶᠤ ᠲᠣᠷᠭᠠᠨ ᠥᠭᠡᠳᠡᠰᠦ ᠪᠡᠷ ᠵᠠᠯᠮ᠎ᠠ ᠬᠢᠳᠡᠭ ᠨᠢ ᠰᠢᠷ᠎ᠠ ᠶᠢᠨ ᠱᠠᠰᠢᠨ ᠤ ᠨᠥᠯᠦᠭᠡ ᠡᠴᠡ ᠪᠣᠯᠵᠠᠢ᠃ ᠡᠳᠦᠭᠡ ᠣᠯᠠᠩᠬᠢ ᠮᠣᠩᠭᠤᠯ ᠣᠷᠤᠨ ᠳᠤ ᠡᠮᠦᠰᠭᠡᠯ ᠭᠡᠵᠦ ᠨᠡᠷᠡᠢᠳᠴᠦ ᠪᠠᠢᠪᠠᠴᠤ ᠪᠠᠭᠠᠷᠢᠨ᠂ ᠬᠡᠰᠢᠭᠲᠡᠨ᠂ ᠣᠩᠨᠢᠭᠤᠳ ᠲᠤ ᠡᠷᠲᠡ ᠢᠵᠠᠭᠤᠷ ᠤᠨ ᠶᠣᠰᠤ ᠪᠠᠷ ᠵᠠᠯᠮ᠎ᠠ ᠭᠡᠬᠦ ᠪᠤᠶᠤ ᠳ᠋ᠤᠮᠤᠷᠰᠤ ᠭᠡᠳᠡᠭ᠃ ᠡᠮᠦᠰᠭᠡᠯ ᠬᠢᠬᠦ ᠳᠡᠭᠡᠨ ᠪᠥᠰ ᠪᠡ ᠲᠣᠷᠭ᠎ᠠ ᠪᠠᠨ ᠨᠢᠭᠡ ᠢᠮᠠᠬ ︵3.3cm ︶ᠰᠠᠨᠲ᠋ᠢᠮᠧᠲ᠋ᠷ ᠥᠷᠭᠡᠨ᠂ ᠭᠤᠷᠪᠠᠨ ᠢᠮᠠᠬᠤ ᠤᠷᠲᠤ ᠬᠠᠢᠴᠢᠯᠠᠵᠤ ᠳᠡᠭᠡᠷ᠎ᠡ ᠲᠠᠯ᠎ᠠ ᠳᠤᠨᠢ ᠬᠥᠬᠡ ᠶᠢ ᠨᠢ ᠭᠠᠷᠭᠠᠵᠤ᠂ ᠳᠣᠣᠷ᠎ᠠ ᠲᠠᠯ᠎ᠠ ᠳᠤᠨᠢ ᠴᠠᠭᠠᠨ᠂ ᠤᠯᠠᠭᠠᠨ᠂ ᠰᠢᠷ᠎ᠠ᠂ ᠨᠣᠭᠤᠭᠠᠨ ᠢ  ᠨᠢ ᠳᠠᠪᠬᠤᠷᠯᠠᠵᠤ᠂ ᠨᠣᠣᠰᠤᠨ ᠤᠲᠠᠰᠤ ᠪᠠᠷ ᠨᠢᠭᠡ ᠲᠠᠯ᠎ᠠ ᠶᠢ ᠨᠢ ᠰᠦᠪᠡᠯᠡᠨ ᠭᠣᠭᠴᠤᠭ᠎ᠠ ᠭᠠᠷᠭᠠᠨ ᠪᠣᠭᠤᠵᠤ ᠲᠤᠯᠭ᠎ᠠ ᠶᠢᠨ ᠣᠴᠤᠭ ᠠᠴᠠ ᠡᠯᠭᠦᠬᠦ ᠪᠡᠷ ᠪᠡᠯᠡᠳᠭᠡᠳᠡᠭ᠃ ᠦᠵᠦᠮᠦᠴᠢᠨ᠂ ᠪᠠᠭᠠᠷᠢᠨ ᠵᠡᠷᠭᠡ ᠨᠤᠲᠤᠭ ᠲᠤ ᠡᠮᠦᠰᠭᠡᠯ ᠢᠶᠡᠨ ᠲᠥᠭᠡ ᠢᠯᠡᠭᠦᠦ ᠳᠠᠷᠠᠰᠤ ᠪᠤᠶᠤ ᠬᠤᠯᠤᠰᠤᠨ ᠳᠤ ᠤᠶᠠᠵᠤ ᠲᠤᠯᠭ᠎ᠠ ᠶᠢᠨ ᠣᠴᠤᠭ ᠤᠳ ᠢ ᠲᠦᠰᠢᠭᠦᠯᠵᠦ ᠲᠠᠯᠪᠢᠳᠠᠭ᠃ ᠡᠢᠮᠦ ᠡᠮᠦᠰᠭᠡᠯ ᠢ ᠨᠠᠢᠳᠠ ᠲᠠᠪᠤ ᠪᠡᠯᠡᠳᠭᠡᠳᠡᠭ᠃ ᠳᠥᠷᠪᠡ ᠶᠢ ᠨᠢ ᠲᠤᠯᠭᠠᠨ ᠳᠥᠷᠪᠡᠨ ᠣᠴᠤᠭ ᠲᠣᠲᠤᠭᠤ᠂ ᠤᠲᠤᠭ᠎ᠠ᠂ ᠱᠠᠯᠪᠠ  ᠡᠴᠡ ᠡᠯᠭᠦᠬᠦ ᠪᠡᠷ ᠪᠡᠯᠡᠳᠭᠡᠵᠦ᠂ ᠨᠢᠭᠡ ᠶᠢ ᠨᠢ ᠭᠠᠯ ᠳᠤ ᠡᠷᠭᠦᠬᠦ ᠡᠪᠴᠢᠭᠦᠨ ᠳᠡᠭᠡᠷ᠎ᠡ ᠲᠠᠯᠪᠢᠳᠠᠭ᠃ ᠡᠨᠡ ᠬᠦ ᠳᠠᠪᠬᠤᠷᠯᠠᠨ ᠣᠶᠤᠭᠰᠠᠨ ᠲᠠᠪᠤᠨ ᠥᠩᠭᠡ ᠶᠢᠨ ᠪᠡᠯᠭᠡᠳᠡᠯ ᠢ ᠵᠠᠷᠢᠮ ᠭᠠᠵᠠᠷ ᠳᠡᠭᠡᠳᠦ ᠶᠢᠨ ᠳᠡᠭᠡᠳᠦ ᠬᠥᠬᠡ ᠮᠥᠩᠬᠡ ᠲᠡᠭᠷᠢ᠂ ᠠᠷ...[ᠨᠡᠩ ᠤᠯᠠᠨ]

ᠨᠤᠮ ᠤᠨ ᠲᠠᠨᠢᠯᠴᠠᠭᠤᠯᠭ᠎ᠠ